11/24/2012

Дарьгангийн "Алтан овоо"

Уншаад кирилл бичгээр буулгаж бичээрэй.





ᠳᠠᠷᠢᠭᠠᠩᠭ᠎ᠠ  ᠢᠢᠨ ᠣᠪᠤᠭ᠎ᠠ ᠪᠤᠶᠤ ᠠᠯᠲᠠᠨ ᠣᠪᠣᠭ᠎ᠠ
 ᠲᠩᠷᠢ ᠣᠪᠣᠭ᠎ᠠ ᠪᠣᠶᠤ ᠠᠯᠲᠠᠨ ᠣᠪᠣᠭ᠎ᠠ ᠰᠦᠬᠡᠪᠠᠭᠠᠲᠣᠷ ᠠᠢᠢᠮᠠᠭ ᠤᠨ ᠳᠠᠷᠢᠭᠠᠩᠭ᠎ᠠ ᠰᠤᠮᠤ ᠢᠢᠨ ᠨᠤᠲᠤᠭ ᠮᠣᠯᠴᠣᠭ ᠡᠯᠠᠰᠤᠨ ᠤ ᠬᠣᠢᠢᠲᠤ ᠵᠠᠬ᠎ᠠ ᠳᠤ ᠣᠷᠣᠰᠢᠳᠠᠭ᠃ ᠬᠠᠮᠤᠭ ᠤᠨ ᠥᠨᠳᠦᠷ ᠨᠣᠶᠠᠨ ᠣᠷᠬᠢᠯ ᠨᠢ 1349 ᠮᠧᠲ᠋ᠷ ᠠᠵᠠᠢ᠃ ᠳᠠᠯ᠎ᠠ ᠨᠤᠲᠤᠭ ᠤᠨ ᠳᠤᠮᠳᠠ ᠣᠨᠴᠣᠭᠣᠢᠢᠷᠠᠨ ᠬᠠᠷᠠᠭᠳᠠᠬᠤ ᠡᠨᠡ ᠠᠯᠳᠠᠷᠲᠤ ᠠᠭᠤᠯᠠ ᠢᠢ ᠲᠠᠯ᠎ᠠ ᠲᠠᠯ᠎ᠠ ᠡᠴᠡ ᠨᠢ ᠬᠠᠷᠠᠬᠤ ᠳᠤ ᠣᠯᠠᠨ ᠶᠠᠩᠵᠤ ᠢᠢᠨ ᠬᠡᠯᠪᠡᠷᠢ ᠳᠦᠷᠢ ᠲᠡᠢ ᠬᠠᠷᠠᠭᠳᠠᠳᠠᠭ ᠬᠡᠵᠦ ᠨᠤᠲᠤᠭ ᠤᠨ ᠠᠷᠠᠳ ᠶᠠᠷᠢᠳᠠᠭ᠃ ᠠᠯᠲᠠᠨ ᠣᠪᠤᠭ᠎ᠠ ᠢᠢ ᠨᠤᠲᠤᠭ ᠤᠨ ᠬᠢᠨ ᠶᠡᠬᠡᠲᠡ ᠬᠠᠢᠢᠷᠯᠠᠨ᠂ ᠰᠦᠰᠦᠯᠡᠨ ᠪᠢᠰᠢᠷᠡᠳᠡᠭ ᠲᠤᠯᠠ ᠳᠡᠷᠭᠡᠳᠡ ᠨᠢ ᠨᠡᠷ᠎ᠡ ᠪᠡᠷ ᠨᠢ ᠬᠡᠯᠡᠳᠡᠭ ᠦᠭᠡᠢ᠂ ᠡᠮᠡᠭᠲᠡᠢ ᠬᠦᠮᠦᠨ ᠲᠡᠭᠡᠷ᠎ᠡ ᠨᠢ ᠭᠠᠷᠳᠠᠭ ᠦᠭᠡᠢ᠂ ᠬᠠᠳᠠ ᠴᠢᠯᠠᠭᠤ᠂ ᠬᠦᠷᠦᠰᠦ ᠰᠢᠷᠣᠢ ᠢᠢ ᠬᠦᠨᠳᠡᠳᠡᠭ ᠦᠭᠡᠢ᠂ ᠤᠰᠤ ᠤᠷᠭᠤᠮᠠᠯ ᠢ ᠨᠢ ᠪᠣᠵᠠᠷᠲᠤᠭᠤᠯᠳᠠᠭ ᠦᠭᠡᠢ ᠪᠠᠢᠢᠵᠡᠢ᠃